ᠴᠢᠯᠠᠭᠤᠨᠪᠠᠲᠤ – 《 ᠳᠡᠷᠭᠡᠳᠡ ᠮᠢᠨᠢ ᠪᠠᠢᠵᠠ 》

ᠠᠭᠤᠴᠢᠯᠠ ᠨᠠᠮᠠᠶ᠋ᠢ ᠴᠢᠨᠤ ᠰᠡᠳᠬᠢᠯ
ᠨᠠᠪᠴᠢ ᠨᠢ ᠪᠢᠰᠢ ᠴᠡᠴᠡᠭ ᠨᠢ ᠪᠠᠢᠵᠤ ᠳ᠋ᠡ ᠴᠢ ᠮᠢᠨᠢ
ᠠᠯᠠᠭᠯᠠᠬᠠᠨ ᠴᠡᠴᠡᠭᠡᠰ ᠦᠨ ᠬᠦᠷᠢᠶᠡᠯᠡᠩ ᠳᠤᠮᠳᠠ
ᠠᠮᠠᠷᠠᠭ ᠮᠢᠨᠢ ᠴᠢ ᠪᠠᠢᠭᠰᠠᠨ ᠢ ᠮᠡᠳᠡᠭᠰᠡᠨ ᠦᠭᠡᠢ᠂ ᠲᠠᠨᠢᠭᠰᠠᠨ ᠦᠭᠡᠢ
ᠬᠠᠯᠠᠭᠤᠬᠠᠨ ᠪᠠᠢᠵᠤ ᠳ᠋ᠡ ᠴᠢᠨᠤ ᠰᠡᠳᠬᠢᠯ
ᠬᠠᠪᠤᠷ ᠨᠢ ᠪᠢᠰᠢ ᠨᠠᠮᠤᠷ ᠨᠢ ᠪᠠᠢᠵᠤ ᠳ᠋ᠡ ᠴᠢ ᠮᠢᠨᠢ
ᠬᠠᠢᠷ᠎ᠠ ᠶᠢᠨ ᠴᠡᠴᠡᠭᠡᠰ ᠦᠨ ᠬᠦᠷᠢᠶᠡᠨ ᠳᠤᠮᠳᠠ
ᠬᠠᠢᠷᠠᠲᠤ ᠮᠢᠨᠢ ᠴᠢ ᠪᠠᠢᠭᠰᠠᠨ ᠢ ᠮᠡᠳᠡᠭᠰᠡᠨ ᠦᠭᠡᠢ
ᠳᠡᠷᠭᠡᠳᠡ ᠮᠢᠨᠢ ᠪᠠᠢᠵᠤ ᠬᠠᠢᠷ᠎ᠠ ᠮᠢᠨᠢ
ᠳᠡᠩᠳᠡᠭᠦᠦ ᠣᠢᠷᠠᠬᠠᠨ ᠪᠠᠢᠵᠤ ᠴᠢ ᠮᠢᠨᠢ 
ᠬᠠᠵᠠᠭᠤ ᠳᠤ ᠮᠢᠨᠢ ᠪᠠᠢᠵᠤ ᠬᠠᠢᠷ᠎ᠠ ᠮᠢᠨᠢ
ᠴᠢ ᠮᠢᠨᠢ᠂ ᠬᠠᠢᠷ᠎ᠠ ᠮᠢᠨᠢ᠂ ᠴᠢ ᠮᠢᠨᠢ ᠨᠠᠮᠠᠶ᠋ᠢ ᠠᠭᠤᠴᠢᠯᠠ
ᠳᠡᠷᠭᠡᠳᠡ ᠮᠢᠨᠢ ᠪᠠᠢᠵᠤ ᠬᠠᠢᠷ᠎ᠠ ᠮᠢᠨᠢ
ᠳᠡᠩᠳᠡᠭᠦᠦ ᠣᠢᠷᠠᠬᠠᠨ ᠪᠠᠢᠵᠤ ᠴᠢ ᠮᠢᠨᠢ
ᠬᠠᠵᠠᠭᠤ ᠳᠤ ᠮᠢᠨᠢ ᠪᠠᠢᠵᠤ ᠬᠠᠢᠷ᠎ᠠ ᠮᠢᠨᠢ
ᠡᠨᠡ ᠣᠯᠠᠨ ᠵᠢᠯ᠎ᠦᠳ᠎ᠲᠦ ᠴᠢᠮᠠᠢ ᠪᠠᠨ ᠪᠢ ᠲᠠᠨᠢᠭᠰᠠᠨ ᠦᠭᠡᠢ
ᠠᠭᠤᠴᠢᠯᠠ ᠨᠠᠮᠠᠶ᠋ᠢ ᠴᠢᠨᠤ ᠰᠡᠳᠬᠢᠯ
ᠤᠷᠤᠰᠬᠠᠯ ᠨᠢ ᠪᠢᠰᠢ ᠤᠨᠳᠤᠷᠭ᠎ᠠ ᠨᠢ ᠪᠠᠢᠵᠤ ᠳ᠋ᠡ ᠴᠢ ᠮᠢᠨᠢ
ᠥᠩᠭᠡ ᠶᠢᠨ ᠴᠡᠴᠡᠭ ᠦᠨ ᠬᠦᠷᠢᠶᠡᠨ ᠳᠤᠮᠳᠠ ᠠᠴᠠ
ᠥᠴᠢᠨᠡᠨ ᠵᠢᠯ ᠴᠢᠮᠠᠢ ᠪᠠᠨ ᠪᠢ ᠲᠠᠨᠢᠭᠰᠠᠨ ᠦᠭᠡᠢ
ᠳᠡᠷᠭᠡᠳᠡ ᠮᠢᠨᠢ ᠪᠠᠢᠵᠤ ᠬᠠᠢᠷ᠎ᠠ ᠮᠢᠨᠢ
ᠳᠡᠩᠳᠡᠭᠦᠦ ᠣᠢᠷᠠᠬᠠᠨ ᠪᠠᠢᠵᠤ ᠴᠢ ᠮᠢᠨᠢ
ᠬᠠᠵᠠᠭᠤ ᠳᠤ ᠮᠢᠨᠢ ᠪᠠᠢᠵᠤ ᠬᠠᠢᠷ᠎ᠠ ᠮᠢᠨᠢ
ᠴᠢ ᠮᠢᠨᠢ᠂ ᠬᠠᠢᠷ᠎ᠠ ᠮᠢᠨᠢ᠂ ᠴᠢ ᠮᠢᠨᠢ ᠨᠠᠮᠠᠢ ᠠᠭᠤᠴᠢᠯᠠ
ᠳᠡᠷᠭᠡᠳᠡ ᠮᠢᠨᠢ ᠪᠠᠢᠵᠤ ᠬᠠᠢᠷ᠎ᠠ ᠮᠢᠨᠢ
ᠳᠡᠩᠳᠡᠭᠦᠦ ᠣᠢᠷᠠᠬᠠᠨ ᠪᠠᠢᠵᠤ ᠴᠢ ᠮᠢᠨᠢ
ᠬᠠᠵᠠᠭᠤ ᠳᠤ ᠮᠢᠨᠢ ᠪᠠᠢᠵᠤ ᠬᠠᠢᠷ᠎ᠠ ᠮᠢᠨᠢ
ᠡᠨᠡ ᠣᠯᠠᠨ ᠵᠢᠯ᠎ᠦᠳ ᠲᠤ ᠴᠢᠮᠠᠢ ᠪᠠᠨ ᠪᠢ ᠲᠠᠨᠢᠭᠰᠠᠨ ᠦᠭᠡᠢ

THE END
分享
评论 抢沙发
头像
欢迎您留下宝贵的见解!
提交
头像

昵称

取消
昵称表情代码图片快捷回复

    暂无评论内容